ᠭᠡᠭᠡᠷᠡᠯ

贡献者:AIJUN 类别:其他 时间:2022-04-21 21:42:16 收藏数:1 评分:0
返回上页 举报此文章
请选择举报理由:




收藏到我的文章 改错字
1 ᠬᠢᠴᠢᠶᠡᠯ ᠳᠡᠭᠡᠷ᠎ᠡ ᠤᠨᠲᠠᠬᠤ ᠳᠤᠷᠠᠲᠠᠢ ᠨᠢᠭᠡᠨ ᠵᠠᠯᠠᠭᠤ ᠰᠢᠨ᠎ᠡ ᠡᠬᠢᠯᠡᠬᠦ ᠺᠣᠮᠫᠢᠦ᠋ᠲ᠋ᠧᠷ ᠤᠨ ᠬᠢᠴᠢᠶᠡᠯ ᠳᠡᠭᠡᠷ᠎ᠡ
2 ᠮᠥᠨ ᠯᠡ ᠰᠢᠷᠡᠭᠡ ᠳᠡᠷᠡᠯᠡᠨ ᠤᠨᠲᠠᠵᠤ ᠪᠠᠢᠬᠤ ᠳᠤ ᠬᠠᠵᠠᠭᠤᠳᠠᠭᠢ ᠨᠠᠢᠵᠠ ᠨᠢ ᠪᠢᠲᠡᠭᠡᠢ ᠤᠨᠲᠠ ᠭᠡᠵᠦ ᠰᠡᠷᠡᠭᠡᠬᠦ ᠳᠦ
3 ᠥᠨᠥᠬᠢ ᠭᠠᠢᠬᠠᠯ ᠤᠴᠠᠭᠠᠷ ᠨᠢ ᠬᠥᠳᠡᠯᠵᠦ ᠡᠰᠡᠷᠭᠦ ᠡᠴᠡ ᠨᠢ ᠮᠠᠭᠤᠬᠠᠢ ᠨᠢᠳᠦ ᠪᠡᠷ ᠭᠥᠯᠢᠢᠨ᠎ᠡ᠃
4 ᠨᠠᠢᠵᠠ ᠶᠢᠨ ᠢᠶᠡᠨ ᠮᠠᠭᠤᠬᠠᠢ ᠬᠠᠷᠠᠴᠠᠨ ᠳᠤ ᠰᠡᠳᠬᠢᠯ ᠨᠢ ᠪᠠᠭᠠᠬᠠᠨ ᠭᠣᠮᠣᠳᠠᠭᠰᠠᠨ ᠰᠢᠭ᠋ ᠪᠣᠯᠣᠭᠰᠠᠨ ᠴᠤ᠂
5 ᠦᠨᠡᠨ ᠳᠡᠬᠡᠨ ᠪᠢ ᠪᠤᠷᠤᠭᠤ ᠠᠵᠢᠯ ᠬᠢᠭᠰᠡᠨ ᠦᠭᠡᠢ ᠭᠡᠰᠡᠨ ᠪᠣᠳᠣᠯ ᠨᠢ ᠲᠡᠭᠦᠨ ᠦ ᠰᠡᠳᠬᠢᠯ ᠢ ᠲᠠᠢᠪᠤᠰᠢᠷᠠᠭᠤᠯᠤᠨ᠎ᠠ᠃
6 ᠰᠡᠷᠡᠭᠰᠡᠨ ᠵᠠᠯᠠᠭᠤ ᠪᠠᠭᠰᠢ ᠳᠠᠭᠠᠨ ᠵᠢᠮᠡᠯᠡᠭᠳᠡᠬᠦ ᠶᠢ ᠪᠣᠯᠭᠣᠮᠵᠢᠯᠠᠭᠰᠠᠨ ᠢᠶᠠᠷ ᠦᠯᠦ ᠪᠠᠷᠠᠨ ᠬᠢᠴᠢᠶᠡᠯ ᠦᠨ ᠠᠭᠤᠯᠭ᠎ᠠ ᠳ᠋ᠤᠨᠢ
7 ᠨᠢᠭᠡᠮᠦᠰᠦᠨ ᠰᠡᠳᠬᠢᠯ ᠲᠠᠲᠠᠭᠳᠠᠵᠤ ᠡᠷᠳᠡᠮ ᠢ ᠨᠢ ᠡᠵᠡᠮᠰᠢᠵᠦ ᠴᠢᠳᠠᠭᠰᠠᠨ ᠪᠠᠢᠵᠠᠢ᠃
8 ᠠᠳᠠᠭ ᠲᠠᠭᠠᠨ ᠹᠧᠣᠳᠠᠯ ᠨᠡᠢᠭᠡᠮ ᠡᠴᠡ ᠪᠠᠢᠳᠠᠭ ᠲᠤᠢᠯᠰᠢᠷᠠᠯ ᠤᠨ ᠲᠡᠮᠳᠡᠭ ᠢ ᠴᠤ ᠲᠠᠨᠢᠬᠤ ᠦᠭᠡᠢ ᠪᠠᠢᠭᠰᠠᠨ
9 ᠡᠨᠡ ᠵᠠᠯᠠᠭᠤ ᠺᠣᠮᠫᠢᠦ᠋ᠲ᠋ᠧᠷ ᠲᠤ ᠠᠢᠬᠤᠪᠲᠤᠷ ᠲᠠᠲᠠᠭᠳᠠᠨ ᠣᠶᠣᠨ ᠤᠬᠠᠭᠠᠨ ᠤ ᠠᠯᠢ ᠨᠢᠭᠡᠨ ᠡᠰ ᠪᠤᠶᠤ
8 ᠡᠯᠧᠮᠧᠨ᠋ᠲ ᠨᠢ ᠪᠠᠳᠠᠷᠠᠭᠰᠠᠨ ᠮᠡᠲᠦ ᠪᠣᠯᠵᠤ ᠰᠤᠷᠭᠠᠭᠤᠯᠢ ᠨᠡᠢᠲᠡ ᠳᠡᠬᠡᠨ ᠮᠡᠳᠡᠷᠡᠭᠳᠡᠭᠰᠡᠨ ᠠᠪᠢᠶᠠᠰᠲᠠᠨ ᠪᠣᠯᠣᠭᠰᠠᠨ ᠪᠢᠯᠡ᠃
7 ᠣᠷᠭᠠᠨᠢᠭ ᠬᠢᠮᠢ ᠵᠢᠭᠠᠳᠠᠭ ᠨᠢᠭᠡ ᠪᠠᠭᠰᠢ ᠨᠢ ᠴᠤ ᠡᠨᠡ ᠬᠡᠦᠬᠡᠳ ᠡᠨᠡ ᠲᠠᠯ᠎ᠠ ᠪᠠᠷ ᠡᠢᠮᠦ ᠬᠡᠴᠡᠭᠦᠦ ᠪᠣᠯᠣᠭᠰᠠᠨ ᠢ ᠨᠢ
6 ᠣᠢᠯᠭᠠᠵᠤ ᠶᠠᠳᠠᠨ ᠶᠠᠭ ᠪᠤᠷᠤᠭᠤ ᠰᠲ᠋ᠢᠯᠢ ᠶᠢᠨ ᠵᠣᠬᠢᠶᠠᠯ ᠤᠩᠰᠢᠴᠢᠬᠠᠭᠰᠠᠨ ᠶᠤᠮ ᠰᠢᠭ ᠲᠤᠨᠢᠵᠤ ᠰᠠᠭᠤᠨ᠎ᠠ᠃
5 ᠲᠡᠭᠦᠰᠦᠭᠡᠳ ᠬᠡᠳᠦᠨ ᠵᠢᠯ ᠦᠨ ᠳᠠᠷᠠᠭ᠎ᠠ ᠡᠨᠡ ᠵᠠᠯᠠᠭᠤ ᠥᠪᠡᠷ ᠢᠶᠡᠨ ᠺᠣᠮᠫᠢᠦ᠋ᠲ᠋ᠧᠷ ᠤᠨ ᠺᠣᠮᠫᠠᠨᠢ ᠪᠠᠢᠭᠤᠯᠵᠤ
4 ᠲᠤᠭ ᠤᠨ ᠳᠣᠣᠷ᠎ᠠ ᠪᠠᠨ ᠬᠡᠳᠦᠨ ᠠᠷᠪᠠᠨ ᠢᠨᠵᠧᠨᠧᠷ ᠢ ᠪᠠᠭᠲᠠᠭᠠᠭᠰᠠᠨ ᠲᠠᠪᠢ ᠭᠠᠷᠤᠢ ᠠᠵᠢᠯᠲᠠᠨ ᠲᠠᠢ ᠲᠣᠮᠣ
3 ᠪᠠᠶᠠᠨ ᠪᠣᠯᠣᠭᠰᠠᠨ ᠪᠢᠯᠡ᠃
2 ᠲᠡᠷᠡ ᠠᠵᠢᠯᠲᠠᠨ ᠳᠤ ᠪᠠᠨ ᠦᠷᠭᠦᠯᠵᠢ ᠶᠠᠷᠢᠳᠠᠭ ᠨᠢᠭᠡ ᠦᠭᠡ ᠨᠢ ᠭᠡᠪᠡᠯ᠄︽ ᠬᠢᠴᠢᠶᠡᠯ ᠳᠡᠭᠡᠷ᠎ᠡ ᠤᠨᠲᠠᠵᠤ ᠪᠠᠢᠭ᠎ᠠ ᠬᠥᠮᠥᠨ ᠢ
1 ᠣᠯᠵᠤ ᠬᠠᠷᠠᠪᠠᠯ ᠰᠡᠷᠡᠭᠡᠭᠡᠴᠢ ᠳ᠋ᠠ︾ ᠭᠡᠵᠦ ᠬᠡᠯᠡᠳᠡᠭ ᠨᠢ ᠴᠣᠬᠣᠮ ᠶᠠᠮᠠᠷ ᠰᠠᠨᠠᠭ᠎ᠠ ᠲᠠᠢ ᠪᠠᠢᠭ᠎ᠠ ᠶᠢ ᠴᠢ ᠪᠢᠳᠡ ᠬᠣᠶᠠᠷ ᠯᠡ
0 ᠮᠡᠳᠡᠬᠦ ᠪᠠᠢᠯᠭᠦᠢ︕
声明:以上文章均为用户自行添加,仅供打字交流使用,不代表本站观点,本站不承担任何法律责任,特此声明!如果有侵犯到您的权利,请及时联系我们删除。